11 ᠳ᠋ᠦ᠋ᠭᠡᠷ ᠰᠠᠷ᠎ᠠ ᠶᠢᠨ 8 ᠤ ᠡᠳᠦᠷ᠂ ᠬᠥᠬᠡᠬᠤᠲᠠ ᠶᠢᠨ ᠬᠤᠲᠣᠩ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠢᠶᠠᠨ ᠤ ᠬᠠᠶᠢᠯᠠᠷ | ᠪᠠᠷᠠᠭᠤᠨ ᠵᠠᠮ ᠤᠨ ᠲᠣᠮᠢᠯᠠᠭᠰᠠᠨ ᠰᠠᠯᠪᠤᠷᠢ ᠶᠢᠨ ᠬᠢᠨ ︽ᠴᠠᠭᠳᠠᠭ᠎ᠠ ᠨᠥᠬᠦᠷ ᠡ᠂ ᠮᠢᠨᠤ ᠡᠪᠦᠭᠡ ᠬᠡᠳᠦᠨ ᠡᠳᠦᠷ ᠵᠠᠯᠭᠠᠭ᠎ᠠ ᠪᠠᠷ ᠲᠠᠰᠤᠷᠠᠯᠲᠠ ᠦᠭᠡᠢ ᠪᠠᠴᠢᠮ | ᠠᠪᠤᠷᠠᠯᠲᠠ ᠬᠢᠭᠰᠡᠨ ᠤ ᠳ᠋ᠦᠩ ᠳᠤ ᠡᠴᠦᠰ ᠲᠤ ᠪᠠᠨ ᠠᠮᠢ ᠨᠠᠰᠤᠨ ᠤ ᠠᠶᠤᠯ ᠠᠴᠠ ᠮᠤᠯᠲᠤᠷᠠᠵᠠᠢ᠂ ᠲᠠ ᠣᠯᠠᠨ ᠳᠤ ᠪᠢᠳᠡᠨ ᠤ ᠠᠮᠤᠷ ᠲᠦᠪᠰᠢᠨ ᠪᠠᠶᠢᠳᠠᠯ ᠢᠶᠠᠨ | ᠮᠡᠳᠡᠭᠳᠡᠬᠦ ᠶᠢᠨ ᠬᠠᠮᠲᠤ᠂ ᠲᠠᠨᠠᠷ ᠤᠨ ᠪᠠᠴᠢᠮ ᠪᠠᠶᠢᠳᠠᠯ ᠳᠤ ᠲᠠᠲᠠᠭᠠᠯᠵᠠᠯ ᠦᠭᠡᠢ ᠬᠠᠯᠠᠭᠤᠨ ᠳᠡᠮᠵᠢᠯᠭᠡ ᠦᠵᠡᠭᠦᠯᠦᠭᠰᠡᠨ ᠳᠤ ᠮᠠᠰᠢ ᠲᠠᠯᠠᠷᠬᠠᠵᠤ ᠪᠠᠶᠢᠨ᠎ᠠ᠂ ᠬᠢᠵᠢᠭ ᠤᠨ | ᠪᠠᠶᠢᠳᠠᠯ ᠰᠠᠶᠢᠵᠢᠷᠠᠭᠰᠠᠨ ᠤ ᠳᠠᠷᠠᠭ᠎ᠠ ᠪᠢᠳᠠ ᠲᠤᠰᠬᠠᠢ ᠲᠠᠯᠠᠷᠬᠠᠬᠤ ᠪᠠᠷ ᠣᠴᠢᠨ᠎ᠠ︾ ᠭᠡᠬᠦ ᠲᠠᠯᠠᠷᠬᠠᠯ ᠤᠨ ᠤᠲᠠᠰᠤ ᠶᠢ ᠲᠣᠰᠣᠭᠠᠳ ᠴᠠᠭᠳᠠᠭ᠎ᠠ ᠨᠠᠷ ᠮᠠᠰᠢ ᠪᠠᠶᠠᠷᠯᠠᠨ | ᠳᠣᠭᠲᠤᠯᠵᠤ ᠪᠠᠶᠢᠯ᠎ᠠ᠃ | | | | 10 ᠳ᠋ᠤᠭᠠᠷ ᠰᠠᠷ᠎ᠠ 27 ᠤ ᠡᠳᠦᠷ ᠤᠨ 17 ᠴᠠᠭ ᠤᠨ ᠦᠶᠡᠰ ᠲᠤ ᠬᠠᠶᠢᠯᠠᠷ ᠪᠠᠷᠠᠭᠤᠨ ᠵᠡᠭᠡᠯᠢ ᠶᠢᠨ ᠲᠣᠮᠢᠯᠠᠭᠰᠠᠨ ᠰᠠᠯᠪᠤᠷᠢ ᠶᠢᠨ ᠬᠢᠨ ᠢᠣᠢ ᠠᠪᠤᠭᠠᠢ ᠶᠢᠨ | ᠲᠡᠭᠦᠨ ᠤ ᠳᠠᠯᠠᠭᠠᠳ ᠨᠠᠰᠤ ᠲᠠᠢ ᠡᠪᠦᠭᠡ ᠨᠢ ᠬᠢᠵᠢᠭ ᠤᠨ ᠬᠤᠭᠤᠴᠠᠭᠠᠨ ᠳᠤ ᠭᠡᠷ ᠲᠤ ᠪᠠᠨ ᠭᠠᠭᠴᠠᠭᠠᠷ ᠢᠶᠠᠨ ᠰᠠᠭᠤᠵᠤ ᠪᠠᠶᠢᠬᠤ ᠮᠥᠷᠲᠡᠭᠡᠨ ᠪᠡᠶ᠎ᠡ ᠨᠢ ᠪᠠᠷᠤᠭᠲᠠᠢ᠂ | ᠣᠳᠣ ᠤᠲᠠᠰᠤ ᠪᠠᠷ ᠬᠠᠷᠢᠴᠠᠵᠤ ᠲᠡᠶᠢᠯᠬᠦ ᠦᠭᠡᠢ ᠪᠣᠯᠣᠭᠰᠠᠨ ᠮᠥᠷᠲᠡᠭᠡᠨ ᠨᠡᠶᠢᠭᠡᠮ ᠲᠣᠭᠤᠷᠢᠭ ᠤᠨ ᠠᠵᠢᠯᠲᠠᠨ ᠡᠭᠦᠳᠡ ᠶᠢ ᠨᠢ ᠲᠣᠭᠰᠢᠭᠰᠠᠨ ᠳᠤ ᠬᠠᠷᠢᠭᠤ ᠴᠢᠮᠡᠭᠡ | ᠦᠭᠡᠢ᠂ ᠤᠴᠢᠷ ᠭᠠᠷᠤᠭᠰᠠᠨ ᠪᠣᠯᠣᠯᠲᠠᠢ ᠭᠡᠰᠡᠨ ᠲᠤᠰᠠᠯᠠᠮᠵᠢ ᠶᠢᠨ ᠤᠲᠠᠰᠤ ᠶᠢ ᠲᠣᠰᠪᠠ᠃ ᠴᠠᠭᠳᠠᠭ᠎ᠠ ᠨᠠᠷ ᠲᠣᠰ ᠤᠲᠠᠰᠤ ᠶᠢ ᠲᠣᠰᠣᠩᠭᠤᠲᠠ ᠳᠠᠷᠤᠶᠢᠬᠠᠨ | ᠲᠤᠬᠠᠢ ᠶᠢᠨ ᠲᠠᠯᠠᠪᠤᠷ ᠲᠤ ᠶᠠᠭᠠᠷᠠᠯᠳᠠᠢ ᠶᠠᠪᠤᠬᠤ ᠶᠢᠨ ᠬᠠᠮᠲᠤ ᠲᠣᠪᠴᠢᠶᠠᠨ ᠤ ᠴᠢᠮᠡᠭᠡ ᠮᠡᠳᠡᠭᠡ ᠵᠢᠯᠤᠭᠤᠳᠬᠤ ᠲᠥᠪ ᠲᠠᠢ ᠬᠠᠷᠢᠯᠴᠠᠨ ᠲᠤᠰᠬᠠᠢ ᠣᠨᠢᠰᠤ ᠨᠡᠭᠡᠭᠡᠬᠦ | ᠮᠡᠷᠭᠡᠵᠢᠯᠲᠡᠨ ᠲᠣᠮᠢᠯᠠᠬᠤ ᠶᠢ ᠭᠤᠶᠤᠴᠢᠯᠠᠵᠠᠢ᠃手机版office365破解版_365速发国际购彩中心_365提现一般多久到账 | ᠴᠠᠭᠳᠠᠭ᠎ᠠ ᠨᠠᠷ ᠬᠡᠷᠡᠭ ᠤᠨ ᠲᠠᠯᠠᠪᠤᠷ ᠲᠤ ᠣᠴᠢᠭᠰᠠᠨ ᠤ ᠳᠠᠷᠠᠭ᠎ᠠ᠂ ᠨᠡᠶᠢᠭᠡᠮ ᠲᠣᠭᠤᠷᠢᠭ ᠤᠨ ᠠᠵᠢᠯᠲᠠᠨ ᠲᠠᠢ ᠬᠠᠮᠲᠤ᠂ ᠡᠭᠦᠳᠡ ᠶᠢ ᠨᠢ ᠣᠯᠠᠨᠲᠠ | ᠲᠣᠭᠰᠢᠭᠠᠳ ᠲᠠᠭ ᠬᠠᠷᠢᠭᠤ ᠴᠢᠮᠡᠭᠡ ᠦᠭᠡᠢ ᠪᠣᠯᠬᠤᠷ᠂ ᠣᠨᠢᠰᠤ ᠨᠡᠭᠡᠭᠡᠭᠴᠢ ᠮᠡᠷᠭᠡᠵᠢᠯᠲᠡᠨ ᠤ ᠬᠠᠪᠰᠤᠷᠤᠯᠭ᠎ᠠ ᠪᠠᠷ ᠭᠡᠷ ᠲᠤ ᠣᠷᠣᠭᠠᠳ᠂ ᠨᠠᠰᠤᠲᠠᠨ ᠭᠡᠷ ᠲᠤ ᠪᠠᠨ | ᠮᠠᠨᠠᠷᠠᠵᠤ ᠣᠶᠢᠴᠢᠭᠠᠳ ᠬᠠᠮᠠᠷ ᠠᠴᠠ ᠨᠢ ᠴᠢᠰᠤ ᠭᠤᠭᠤᠵᠢᠭᠰᠠᠨ ᠪᠠᠶᠢᠬᠤ ᠶᠢ ᠣᠯᠵᠤ ᠦᠵᠡᠩᠭᠦᠲᠡ ᠪᠠᠨ 120 ᠪᠠᠴᠢᠮ ᠠᠪᠤᠷᠠᠯᠲᠠ ᠶᠢᠨ ᠲᠡᠷᠭᠡ ᠳᠠᠭᠤᠳᠠᠬᠤ ᠶᠢᠨ | ᠬᠠᠮᠲᠤ ᠲᠣᠪᠴᠢᠶᠠᠨ ᠤ ᠴᠢᠮᠡᠭᠡ ᠮᠡᠳᠡᠭᠡ ᠵᠢᠯᠤᠭᠤᠳᠬᠤ ᠲᠥᠪ ᠲᠤ ᠪᠠᠶᠢᠳᠠᠯ ᠢ ᠮᠡᠳᠡᠭᠳᠡᠬᠦ ᠶᠢᠨ ᠵᠡᠷᠭᠡᠴᠡᠭᠡ ᠬᠡᠷᠡᠭ ᠮᠡᠳᠡᠭᠦᠯᠦᠭᠴᠢ ᠳᠤ ᠨᠠᠰᠤᠲᠠᠨ ᠢ ᠲᠦᠷᠭᠡᠨ | ᠠᠪᠤᠷᠠᠯᠲᠠ ᠬᠢᠯᠭᠡᠬᠦ ᠴᠢᠬᠤᠯᠠᠲᠠᠢ ᠪᠠᠶᠢᠭ᠎ᠠ ᠪᠠᠶᠢᠳᠠᠯ ᠢ ᠮᠡᠳᠡᠭᠳᠡᠪᠡ᠃ | | | | ᠠᠷᠠᠳ ᠤᠨ ᠴᠠᠭᠳᠠᠭ᠎ᠠ ᠨᠠᠷ ᠤᠨ ᠬᠠᠯᠠᠭᠤᠨ ᠲᠤᠰᠠᠯᠠᠮᠵᠢ ᠪᠥᠳᠦᠮᠵᠢᠲᠡᠢ ᠵᠢᠯᠣᠭᠤᠳᠤᠯᠭ᠎ᠠ ᠳᠣᠣᠷ᠎ᠠ᠂ ᠪᠠᠴᠢᠮ ᠠᠪᠤᠷᠠᠯᠲᠠ ᠶᠢᠨ ᠲᠡᠷᠭᠡ ᠪᠣᠯᠣᠨ ᠡᠮᠴᠢ | ᠠᠵᠢᠯᠲᠠᠳ ᠲᠤᠩ ᠲᠦᠷᠭᠡᠨ ᠪᠥᠭᠡᠳ ᠮᠠᠰᠢ ᠠᠮᠵᠢᠯᠲᠠ ᠲᠠᠢ ᠪᠠᠷ ᠲᠤᠬᠠᠢ ᠶᠢᠨ ᠲᠠᠯᠠᠪᠤᠷ ᠲᠤ ᠬᠦᠷᠴᠡᠢ᠃ ᠴᠠᠭᠳᠠᠭ᠎ᠠ᠂ ᠡᠮᠴᠢ᠂ ᠪᠤᠰᠤᠳ ᠠᠵᠢᠯᠲᠠᠳ | ᠪᠦᠭᠦᠳᠡ ᠪᠠᠷ ᠢᠶᠠᠨ ᠰᠡᠳᠬᠢᠯ ᠨᠢᠭᠡᠳᠤᠨ ᠵᠣᠬᠢᠰᠲᠠᠢ ᠪᠠᠴᠢᠮ ᠠᠪᠤᠷᠠᠯᠲᠠ ᠬᠢᠭᠡᠳ ᠨᠠᠰᠤᠲᠠᠨ ᠢ ᠲᠡᠷᠭᠡᠨ ᠳᠤ ᠭᠠᠷᠭᠠᠨ ᠡᠮᠨᠡᠯᠭᠡ ᠶᠢᠨ ᠬᠤᠷᠢᠶᠠᠨ ᠳᠤ ᠬᠦᠷᠭᠡᠪᠡ᠃ | ᠰᠡᠭᠦᠯᠡᠷ ᠨᠢ ᠣᠶᠢᠯᠠᠭᠠᠭᠰᠠᠨ ᠢᠶᠠᠷ᠂ ᠲᠣᠰ ᠨᠠᠰᠤᠲᠠᠨ ᠨᠢᠭᠡ ᠵᠦᠢᠯ ᠤᠨ ᠲᠦᠷᠭᠡᠨ ᠴᠢᠨᠠᠷᠲᠠᠢ ᠴᠢᠰᠤᠨ ᠤ ᠬᠤᠣᠷᠳᠠᠭᠳᠠᠯ ᠡᠪᠡᠳᠴᠢᠨ ᠳᠤ ᠨᠡᠷᠪᠡᠭᠳᠡᠵᠦ᠂ ᠪᠠᠶᠢᠳᠠᠯ ᠮᠠᠰᠢ | ᠠᠶᠤᠯ ᠲᠠᠢ ᠪᠠᠶᠢᠵᠤ ᠪᠠᠭ᠎ᠠ ᠯᠠ ᠣᠰᠣᠯᠳᠠᠵᠤ ᠠᠯᠮᠠᠶᠢᠷᠠᠭᠰᠠᠨ ᠶᠤᠮ ᠪᠣᠯ ᠠᠮᠢ ᠨᠠᠰᠤᠨ ᠤ ᠠᠶᠤᠯ ᠳᠤ ᠬᠦᠷᠬᠦ ᠪᠠᠶᠢᠭᠰᠠᠨ ᠠᠵᠠᠢ᠃ | | | | |